Golden History of Mongols
page 1  (164 pages)
2to next section
ᠣᠣᠮ ᠰᠤᠸᠠᠰᠲᠢ ᠰᠢᠳ ᠳᠠᠮ ᠅
ᠡᠷᠬᠢᠨ ᠪᠣᠳᠢᠰᠦᠩ ᠨᠠᠷ ᠤᠨ
ᠲᠥᠷᠦᠯᠲᠡᠨ ᠢ ᠄ ᠡᠷᠳᠡᠮᠲᠡᠨ
ᠳᠡᠭᠡᠳᠦ ᠬᠠᠳ ᠤᠨ ᠢᠵᠠᠭᠤᠷ ᠢ ᠄
ᠡᠨᠡᠳᠬᠡᠭ ᠲᠥᠪᠡᠳ ᠡᠴᠡ ᠢᠨᠠᠭᠰᠢᠳᠠ
ᠦᠨᠳᠦᠰᠦᠯᠡᠭᠰᠡᠨ ᠢ ᠄ ᠡᠳᠦᠢ
ᠲᠡᠳᠦᠶᠢᠬᠡᠨ ᠬᠤᠷᠢᠶᠠᠨ ᠦᠭᠦᠯᠡᠰᠦᠭᠡᠢ
ᠣᠷᠴᠢᠯᠠᠩ ᠤᠨ ᠬᠦᠮᠦᠨ ᠠᠮᠢᠲᠠᠨ ᠳᠤᠷ ᠄
ᠣᠨᠤᠵᠤ ᠦᠢᠯᠡᠳᠬᠦ ᠦᠭᠡᠢ ᠶᠢᠨ
ᠲᠤᠯᠠᠳᠠ ᠄ ᠣᠷᠢ ᠪᠤᠷᠬᠠᠨ ᠤ
ᠵᠠᠶᠠᠭ᠎ᠠᠪᠠᠷ ᠮᠠᠬ᠎ᠠ ᠰᠠᠮᠠᠳᠢ ᠄
ᠣᠯᠠᠨ᠎ᠠ ᠡᠷᠭᠦᠭᠦᠯᠡᠭᠰᠡᠨ ᠬᠠᠭᠠᠨ
ᠬᠡᠮᠡᠨ ᠠᠯᠳᠠᠷᠰᠢᠪᠠᠢ ᠅ ᠡᠨᠡᠳᠬᠡᠭ ᠦᠨ
ᠡᠩ ᠲᠡᠷᠢᠭᠦᠨ ᠮᠠᠬ᠎ᠠ ᠰᠠᠮᠠᠳᠢ
ᠬᠠᠭᠠᠨ ᠪᠤᠶᠤ ᠄ ᠲᠡᠭᠦᠨ ᠦ ᠬᠥᠪᠡᠭᠦᠨ
ᠦᠵᠡᠰᠬᠦᠯᠡᠩ ᠭᠡᠷᠡᠯ ᠲᠦ ᠬᠠᠭᠠᠨ ᠄
ᠲᠡᠭᠦᠨ ᠦ ᠬᠥᠪᠡᠭᠦᠨ ᠪᠤᠶᠠᠨ ᠲᠤ
ᠬᠠᠭᠠᠨ ᠄ ᠲᠡᠭᠦᠨ ᠦ ᠬᠥᠪᠡᠭᠦᠨ
ᠲᠡᠳᠬᠦᠨ ᠠᠰᠠᠷᠠᠭᠴᠢ ᠬᠤᠲᠤᠭᠲᠤ
ᠬᠠᠭᠠᠨ ᠄ ᠲᠡᠭᠦᠨ ᠦ
ᠬᠥᠪᠡᠭᠦᠨ ᠨᠠᠮᠠᠶᠢ ᠬᠥᠬᠡ ᠢ ᠬᠡᠮᠡᠬᠦ
ᠳᠥᠷᠪᠡᠨ ᠲᠢᠪ ᠢ ᠡᠵᠡᠯᠡᠭᠴᠢ
ᠠᠯᠲᠠᠨ ᠬᠦᠷᠳᠦ ᠲᠦ ᠬᠠᠭᠠᠨ ᠄
ᠲᠡᠭᠦᠨ ᠦ ᠬᠥᠪᠡᠭᠦᠨ ᠦᠵᠡᠰᠬᠦᠯᠡᠩ ᠲᠦ
ᠭᠤᠷᠪᠠᠨ ᠲᠢᠪ ᠢ ᠡᠵᠡᠯᠡᠭᠴᠢ
ᠮᠥᠩᠭᠦᠨ ᠬᠦᠷᠳᠦ ᠲᠦ
ᠬᠠᠭᠠᠨ ᠄ ᠲᠡᠭᠦᠨ ᠦ ᠬᠥᠪᠡᠭᠦᠨ
ᠮᠠᠰᠢ ᠦᠵᠡᠰᠬᠦᠯᠡᠩ ᠲᠦ ᠬᠣᠶᠠᠷ
ᠲᠢᠪ ᠢ ᠡᠵᠡᠯᠡᠭᠴᠢ ᠵᠡᠰ ᠬᠦᠷᠳᠦ ᠲᠦ