Asragch Nertiin Tuukh
page 2  (130 pages)
to previous section1
3to next section
ᠭᠡᠭᠡᠭᠰᠡᠨ ᠳᠦᠷ ᠠᠳᠠᠯᠢ ᠬᠡᠮᠡᠭᠰᠡᠨ ᠬᠢᠭᠡᠳ ᠄
ᠲᠥᠷᠦᠭᠰᠡᠨ ᠬᠦᠮᠦᠨ ᠳᠦᠷ ᠠᠯᠳᠠᠷᠰᠢᠬᠤ 
ᠦᠭᠡ ᠬᠡᠷᠡᠭ ᠄ ᠪᠦᠲᠦᠭᠡᠭᠰᠡᠨ 
ᠬᠢᠵᠠᠭᠠᠷ ᠬᠡᠷᠡᠭ ᠄ ᠶᠡᠬᠡ ᠬᠦᠮᠦᠨ ᠳᠦᠷ ᠥᠨᠳᠦᠷ
ᠪᠡᠯᠭᠡ ᠬᠡᠷᠡᠭ ᠬᠡᠮᠡᠭᠰᠡᠨ ᠪᠤᠶᠤ ᠅ ᠡᠶᠢᠮᠦ
ᠵᠠᠷᠯᠢᠭ ᠠᠴᠠ ᠤᠯᠠᠮᠵᠢᠯᠠᠵᠤ ᠄ ᠡᠳᠦᠭᠡ 
ᠦᠯᠦ ᠮᠡᠳᠡᠭᠴᠢᠨ ᠢ ᠮᠡᠳᠡᠲᠦᠭᠡᠢ ᠬᠡᠮᠡᠵᠦ
ᠡᠭᠦᠨ ᠡᠴᠡ ᠵᠠᠯᠭᠠᠵᠤ ᠬᠢᠲᠦᠭᠡᠢ ᠬᠣᠶᠢᠲᠤᠰ
ᠦᠵᠡᠵᠦ ᠄ ᠡᠳᠦᠢ ᠲᠡᠳᠦᠢ ᠲᠣᠪᠴᠢᠯᠠᠨ 
ᠪᠢᠴᠢᠪᠡ ᠲᠡᠦᠬᠡ ᠪᠣᠯᠭᠠᠵᠤ ᠄ ᠡᠨᠡᠳᠬᠡᠭ᠋ ᠦᠨ
ᠡᠩ ᠲᠡᠷᠢᠭᠦᠨ ᠮᠠᠬ᠎ᠠ ᠰᠠᠮᠪᠠᠳᠢ ᠬᠠᠭᠠᠨ ᠠᠴᠠ
ᠢᠨᠠᠭᠰᠢ ᠄ ᠠᠷᠢᠭᠤᠨ ᠢᠳᠡᠭᠡᠲᠦ ᠬᠠᠭᠠᠨ ᠠᠴᠠ
ᠳᠡᠭᠡᠭᠰᠢ ᠄ ᠨᠢᠭᠡᠨ ᠪᠤᠮᠳᠢ ᠄ ᠬᠣᠶᠠᠷ ᠲᠦᠮᠡᠨ ᠄
ᠨᠢᠭᠡᠨ ᠮᠢᠩᠭᠠᠨ ᠲᠠᠪᠤᠨ ᠵᠠᠭᠤᠨ ᠠᠷᠪᠠᠨ 
ᠳᠥᠷᠪᠡᠨ ᠬᠠᠳ ᠤᠨ ᠦᠶ᠎ᠡ ᠪᠣᠯᠤᠭᠰᠠᠨ
ᠬᠣᠶᠢᠨ᠎ᠠ ᠄ ᠠᠷᠢᠭᠤᠨ ᠢᠳᠡᠭᠡᠲᠦ ᠬᠠᠭᠠᠨ ᠤ
ᠬᠥᠪᠡᠭᠦᠨ ᠰᠠᠬᠶᠠᠮᠦᠨᠢ ᠪᠤᠷᠬᠠᠨ ᠨᠢᠷᠸᠠᠨ ᠤ
ᠳᠦᠷᠢ ᠦᠵᠡᠭᠦᠯᠦᠭᠰᠡᠨ ᠦ ᠬᠣᠶᠢᠨ᠎ᠠ 
ᠮᠢᠩᠭᠠᠨ ᠢᠯᠡᠭᠦᠦ ᠵᠢᠯ ᠪᠣᠮᠬᠤᠢ ᠳᠤᠷ ᠄
ᠡᠨᠡᠳᠬᠡᠭ᠋ ᠦᠨ ᠵᠠᠭᠤᠨ ᠴᠡᠷᠢᠭᠲᠦ ᠬᠡᠮᠡᠬᠦ
ᠬᠠᠭᠠᠨ ᠤ ᠣᠳᠬᠠᠨ ᠬᠥᠪᠡᠭᠦᠨ ᠢᠨᠦ 
ᠦᠰᠦᠨ ᠬᠢᠮᠦᠰᠦᠨ ᠠᠨᠤ ᠬᠥᠬᠡ ᠭᠠᠷ
ᠬᠦᠯ ᠢᠨᠦ ᠬᠠᠪᠲᠠᠭᠠᠢ ᠨᠢᠳᠦᠨ ᠢᠶᠡᠨ 
ᠥᠭᠡᠳᠡ ᠠᠨᠢᠬᠤ ᠄ ᠡᠴᠢᠭᠡ ᠡᠬᠡ ᠢᠨᠤ
ᠲᠡᠩᠷᠢ ᠴᠢᠳᠬᠢᠷ ᠦᠨ ᠬᠤᠪᠢᠯᠭᠠᠨ ᠪᠤᠶᠤ 
ᠬᠡᠮᠡᠨ ᠦᠯᠳᠡᠵᠦ ᠣᠷᠬᠢᠪᠠᠢ ᠄